ᠬᠤᠯᠠᠬᠢ ᠭᠠᠵᠠᠷ | | ᠳᠠᠭᠤᠨ ᠳᠤ ᠭᠠᠷᠳᠠᠭ | ᠣᠩᠭᠤᠨ ᠴᠡᠩᠭᠡᠷ ᠬᠢᠵᠠᠭᠠᠷ ᠢ ᠪᠢ ᠵᠡᠭᠦᠳᠦᠯᠡᠳᠡᠭ | | ᠲᠡᠨᠳᠡ ᠬᠦᠷᠬᠦ ᠭᠡᠵᠦ | ᠨᠢᠯᠪᠦᠰᠦ ᠪᠠᠨ ᠨᠢᠭᠤᠵᠤ ᠤᠨᠠᠭᠠᠳᠠᠭ | | ᠴᠠᠭ ᠲᠣᠭᠠᠯᠠᠨ ᠨᠢᠳᠦ ᠠᠯᠳᠠᠮ᠎ᠠ | ᠴᠠᠪ ᠴᠠᠭᠠᠨ ᠴᠠᠰᠤ ᠪᠤᠳᠠᠷᠠᠨ ᠤᠨᠠᠭᠠᠭᠰᠠᠭᠠᠷ ᠯᠠ ᠪᠠᠢᠳᠠᠭ | | ᠨᠢᠰᠴᠣ ᠲᠤᠭᠤᠯᠳᠠᠭ ᠦᠭᠡᠢ | ᠮᠥᠷᠥᠭᠡᠳᠦᠯ ᠤᠨ ᠭᠤᠣᠯ ᠠᠶᠠᠷᠬᠠᠨ ᠤᠷᠤᠰᠳᠠᠭ | | ᠬᠠᠷᠠᠴᠠ ᠪᠠᠷ ᠢᠶᠠᠨ ᠢᠨᠢᠶᠡᠮᠰᠦᠭᠯᠡᠭᠰᠡᠨ ᠵᠠᠯᠠᠭᠤᠬᠠᠨ ᠣᠳᠣᠳ | ᠬᠠᠷᠢᠨ ᠦᠯᠢᠭᠡᠷ ᠶᠠᠷᠢᠵᠤ ᠶᠠᠭᠠᠷᠠᠳᠠᠭ | | ᠵᠡᠭᠦᠳᠦᠨ ᠳᠤ ᠢᠷᠡᠳᠡᠭ | ᠲᠡᠷᠡ ᠴᠡᠩᠬᠡᠷ ᠬᠢᠵᠠᠭᠠᠷ ᠢ ᠪᠢ ᠳᠠᠭᠤᠯᠠᠨ᠎ᠠ | | ᠳᠡᠨᠳᠡ ᠰᠢᠪᠠᠭᠤᠳ ᠤᠨ ᠳᠣᠷᠠᠯᠠᠯᠳᠣ ᠭᠥᠷᠥᠨ ᠪᠠᠶᠢᠳᠠᠭ᠃ | | | ᠬᠤᠩᠭᠤᠷ ᠮᠢᠨᠢ ᠴᠢ | ᠢᠷᠡᠭᠡᠳ ᠥᠩᠭᠡᠷᠡᠭᠰᠡᠨ ᠪᠥᠬᠦᠨ ᠢᠶᠠᠨ ᠮᠠᠷᠳᠠᠵᠤ ᠣᠷᠬᠢ | ᠢᠷᠠᠭᠤᠬᠠᠨ ᠲᠡᠷᠡ ᠮᠥᠴᠡ ᠶᠢ ᠢᠳᠡᠭᠡᠵᠦ ᠨᠢᠰ︕ | ᠬᠠᠮᠢᠭ᠎ᠠ ᠬᠤᠯᠠ ᠶᠢᠨ ᠲᠡᠭᠷᠢ ᠳᠤ ᠨᠢᠰᠬᠦ ᠭᠡᠵᠦ ᠳᠤᠷᠠᠯᠠᠭᠰᠠᠨ ᠪᠣᠯ | ᠬᠠᠷᠢᠨ ᠨᠠᠮ᠎ᠠ ᠶᠢ ᠮᠠᠷᠲᠠ | ᠬᠠᠷᠢᠭᠤᠯᠲᠠ ᠶᠢ ᠨᠢ ᠬᠠᠪᠤᠷ ᠤᠨ ᠰᠠᠯᠬᠢ ᠠᠴᠠ ᠠᠰᠠᠭᠤ︕ | | | ᠵᠣᠬᠢᠶᠠᠯᠴᠢ᠄ ᠣᠷᠳᠣᠰ ᠬᠤᠳᠠ ᠶᠢᠨ ᠣᠳᠤᠭ ᠬᠤᠰᠢᠭᠤᠨ ᠤ ᠳᠣᠳᠣᠭᠠᠳᠣ ᠶᠢ ᠬᠠᠮᠠᠭᠠᠯᠠᠬᠤ ᠲᠣᠪᠴᠢᠶ᠎ᠠ ᠲᠡᠭᠷᠢᠭᠡᠭᠡᠷᠡᠬᠦ | |